{{ title }}
{{ errorMessage }}


{{ errorMessage }}





{{ registerSuccessMessage }}
   8805      
 
  •  马钱子

        ᠲᠤᠰ ᠪᠣᠳᠠᠰ ᠪᠣᠯ ᠬᠦᠨᠴᠡᠯ  ᠤᠨ ᠢᠵᠠᠭᠤᠷ  ᠤᠨ ᠮᠥᠩᠬᠡ ᠨᠣᠭᠤᠭᠠᠨ ᠲᠤᠷᠤᠭ ᠮᠣᠳᠣ ᠪᠣᠯᠬᠤ ᠬᠦᠨᠴᠡᠯ Strychnos nux-vomica L. ᠪᠣᠯᠣᠨ ᠲᠡᠩᠰᠡᠯᠢᠭ ᠤᠷᠭᠤᠮᠠᠯ ᠪᠤᠯᠠᠤ ᠶᠦᠨᠨᠠᠨ ᠬᠦᠨᠴᠡᠯ Strychnos pierrlema A.W.Hill ᠤᠨ ᠬᠠᠲᠠᠭᠠᠭᠰᠠᠨ ᠪᠣᠯᠪᠠᠰᠤᠷᠠᠮᠠᠯ ᠦᠷ᠎ᠡ ᠮᠥᠨ᠃ ᠭᠤᠣᠯ ᠪᠣᠯᠬᠤ ᠬᠢᠮᠢ  ᠶᠢᠨ ᠪᠦᠷᠢᠯᠳᠦᠭᠦᠨ  ᠨᠢ᠄
        1 · · ᠠᠮᠢᠳᠤ ᠪᠣᠳᠠᠰ  ᠤᠨ ᠱᠦᠯᠲᠦ 2 ~5 % ᠠᠭᠤᠯᠤᠭᠳᠠᠬᠤ ᠪᠥᠭᠡᠳ ᠳᠣᠲᠣᠷ᠎ᠠ  ᠨᠢ ᠲᠣᠮᠣ ᠠᠯᠲᠠᠨᠴᠡᠴᠡᠭ  ᠤᠨ ᠱᠦᠯᠲᠦ ︵ᠰᠲᠷᠢᠴᠨᠢᠠ Strychnine︶᠂ ᠬᠦᠨᠴᠡᠯ  ᠤᠨ ᠱᠦᠯᠲᠦ ︵brucine︶ ᠲᠤᠰᠪᠤᠷᠢ l ~ 1 4 % ᠠᠭᠤᠯᠤᠭᠳᠠᠨ᠎ᠠ᠃
        2 · · ᠥᠭᠡᠬᠦᠨ ᠲᠣᠰᠣ᠂ ᠤᠭᠤᠷᠠᠭ ᠵᠡᠷᠭᠡ ᠪᠦᠷᠢᠯᠳᠦᠭᠦᠨ ᠠᠭᠤᠯᠤᠭᠳᠠᠨ᠎ᠠ᠃ ᠭᠠᠰᠢᠭᠤᠨ ᠠᠮᠲᠠ  ᠲᠠᠢ᠃ ᠰᠡᠷᠢᠭᠦᠨ᠂ ᠬᠥᠩᠭᠡᠨ᠂ ᠮᠣᠬᠤᠳᠠᠭ ᠴᠢᠨᠠᠷ  ᠲᠠᠢ᠂ ᠶᠡᠭᠡ ᠬᠤᠣᠷ  ᠲᠠᠢ᠃ ᠠᠮᠢᠰᠭᠤᠭᠠᠳᠠᠬᠤ  ᠶᠢ ᠳᠠᠷᠤᠬᠤ᠂ ᠬᠠᠯᠠᠭᠤᠨ  ᠢ ᠠᠷᠢᠯᠭᠠᠬᠤ᠂ ᠬᠤᠣᠷ  ᠢ ᠲᠠᠶᠢᠯᠬᠤ᠂ ᠬᠠᠳᠭᠤᠯᠭ᠎ᠠ  ᠶᠢ ᠳᠠᠷᠤᠬᠤ ᠴᠢᠳᠠᠯ  ᠲᠠᠢ᠃
        [ ᠡᠮ  ᠤᠨ ᠵᠦᠢ  ᠶᠢᠨ ᠦᠢᠯᠡᠳᠦᠯ ]
        1 · ᠲᠥᠪ ᠮᠡᠳᠡᠷᠡᠯ  ᠤᠨ ᠰᠢᠰᠲ᠋ᠧᠮ  ᠳᠤ ᠦᠵᠡᠭᠦᠯᠬᠦ ᠦᠢᠯᠡᠳᠦᠯ
        ᠰᠲᠷᠢᠴᠨᠢᠠ  ᠨᠢ ᠪᠦᠬᠦᠶᠢᠯᠡ ᠲᠥᠪ ᠮᠡᠳᠡᠷᠡᠯ  ᠤᠨ ᠰᠢᠰᠲ᠋ᠧᠮ  ᠳᠤ ᠰᠣᠩᠭᠤᠯᠲᠠ  ᠶᠢᠨ ᠴᠢᠨᠠᠷ  ᠲᠠᠢ ᠬᠥᠭᠡᠷᠦᠭᠦᠯᠬᠦ ᠦᠢᠯᠡᠳᠦᠯ  ᠲᠠᠢ᠃ ᠬᠠᠮᠤᠭ ᠲᠦᠷᠦᠭᠦᠨ  ᠳᠤ ᠨᠤᠭᠤᠰᠤᠨ  ᠤ ᠬᠠᠷᠢᠭᠤ ᠲᠤᠰᠭᠠᠯ  ᠤᠨ ᠴᠢᠳᠠᠪᠤᠷᠢ  ᠶᠢ ᠬᠥᠭᠡᠷᠦᠭᠦᠯᠬᠦ᠂ ᠬᠠᠷᠢᠭᠤ ᠲᠤᠰᠭᠠᠯ  ᠤᠨ ᠬᠦᠴᠦᠯᠡᠴᠡ  ᠶᠢ ᠳᠡᠭᠡᠭᠰᠢᠯᠡᠭᠦᠯᠬᠦ ᠪᠥᠭᠡᠳ ᠬᠠᠷᠢᠭᠤ ᠲᠤᠰᠭᠠᠯ  ᠤᠨ ᠬᠤᠭᠤᠴᠠᠭ᠎ᠠ  ᠶᠢ ᠣᠬᠤᠷ ᠪᠣᠯᠭᠠᠨ᠎ᠠ᠃ ᠬᠡᠮᠵᠢᠶ᠎ᠡ  ᠨᠢ ᠬᠡᠲᠦᠷᠡᠪᠡᠯ ᠨᠤᠭᠤᠰᠤᠨ  ᠤ ᠬᠠᠷᠢᠭᠤ ᠲᠤᠰᠭᠠᠯ  ᠢ ᠬᠡᠲᠦᠷᠬᠡᠢ ᠬᠥᠭᠡᠷᠦᠭᠦᠯᠵᠦ᠂ ᠴᠢᠩᠭ᠎ᠠ ᠵᠢᠭᠤᠷᠠᠯᠲᠠ  ᠶᠢ ᠡᠭᠦᠰᠬᠡᠨ ᠠᠮᠢᠰᠭᠤᠯ  ᠤᠨ ᠪᠤᠯᠴᠢᠩ  ᠨᠢ ᠵᠢᠭᠤᠷᠠᠯᠲᠠ ᠡᠭᠦᠰᠴᠦ ᠠᠮᠢᠰᠭᠤᠯ ᠬᠠᠭᠠᠭᠳᠠᠵᠤ ᠦᠬᠦᠨ᠎ᠡ᠃ ᠶᠡᠭᠡ ᠬᠡᠮᠵᠢᠶᠡᠨ  ᠤ ᠰᠲᠷᠢᠴᠨᠢᠠ  ᠨᠢ ᠴᠢᠰᠤᠨ ᠰᠤᠳᠠᠯ  ᠤᠨ ᠬᠥᠳᠡᠯᠭᠡᠭᠡᠨ  ᠤ ᠲᠥᠪ᠂ ᠠᠮᠢᠰᠭᠤᠯ  ᠤᠨ ᠲᠥᠪ᠂ ᠬᠠᠨᠢᠶᠠᠬᠤ ᠲᠥᠪ ᠮᠡᠳᠡᠷᠡᠯ ᠵᠡᠷᠭᠡ  ᠶᠢ ᠪᠦᠷ ᠬᠥᠭᠡᠷᠦᠭᠦᠯᠳᠡᠭ  ᠠᠴᠠ ᠴᠢᠰᠤᠨ ᠳᠠᠷᠤᠯᠲᠠ ᠥᠨᠳᠥᠷᠵᠢᠬᠦ ᠪᠠ ᠠᠮᠢᠰᠭᠤᠯ ᠭᠦᠨ ᠪᠥᠭᠡᠳ ᠲᠦᠷᠭᠡᠨ ᠪᠣᠯᠣᠨ᠎ᠠ᠃ ᠬᠦᠨᠴᠡᠯ  ᠤᠨ ᠱᠦᠯᠲᠦ  ᠨᠢ ᠪᠠᠭ᠎ᠠ ᠬᠡᠮᠵᠢᠶ᠎ᠡ  ᠤ ᠲᠥᠪ ᠮᠡᠳᠡᠷᠡᠯ  ᠤᠨ ᠰᠢᠰᠲ᠋ᠧᠮ  ᠳᠤ ᠪᠠᠰᠠ ᠵᠣᠬᠢᠬᠤ ᠬᠡᠮᠵᠢᠶᠡᠨ  ᠤ ᠬᠥᠭᠡᠷᠦᠭᠦᠯᠬᠦ ᠦᠢᠯᠡᠳᠦᠯ  ᠢ ᠭᠠᠷᠭᠠᠵᠤ᠂ ᠶᠡᠭᠡ ᠬᠡᠮᠵᠢᠶ᠎ᠡ  ᠪᠠᠷ ᠬᠡᠷᠡᠰᠡᠪᠡᠯ ᠢᠯᠡᠳᠲᠡ ᠲᠠᠶᠢᠳᠭᠤᠷᠠᠭᠤᠯᠵᠤ ᠠᠮᠢᠲᠠᠨ  ᠤ ᠬᠥᠳᠡᠯᠭᠡᠭᠡᠨ  ᠨᠢ ᠪᠠᠭᠠᠰᠤᠨ᠎ᠠ᠃
        2 · · ᠡᠪᠡᠳᠬᠦ  ᠶᠢ ᠵᠣᠭᠰᠤᠭᠠᠬᠤ ᠦᠢᠯᠡᠳᠦᠯ
        ᠪᠢᠴᠢᠬᠠᠨ ᠬᠤᠯᠤᠭᠠᠨ᠎ᠠ  ᠶᠢᠨ ᠪᠡᠶ᠎ᠡ ᠮᠤᠰᠬᠢᠷᠠᠬᠤ ᠲᠤᠷᠰᠢᠯᠲᠠ᠂ ᠬᠠᠯᠠᠭᠤᠨ ᠬᠠᠪᠲᠠᠰᠤᠨ ᠲᠤᠷᠰᠢᠯᠲᠠ᠂ ᠴᠠᠬᠢᠯᠭᠠᠨ  ᠢᠶᠠᠷ ᠰᠡᠳᠡᠯᠲᠡ ᠥᠭᠬᠦ ᠲᠤᠷᠰᠢᠯᠲᠠ ᠵᠡᠷᠭᠡ ᠡᠪᠡᠳᠦᠯᠲᠡ  ᠶᠢᠨ ᠲᠤᠷᠰᠢᠯᠲᠠ  ᠶᠢᠨ ᠳ᠋ᠦᠩ  ᠳᠤ ᠲᠦᠭᠦᠬᠡᠢ ᠬᠦᠨᠴᠡᠯ᠂ ᠬᠦᠨᠴᠡᠯ  ᠤᠨ ᠨᠣᠮᠣᠬᠠᠳᠬᠠᠭᠰᠠᠨ ᠪᠣᠳᠠᠰ᠂ ᠬᠦᠨᠴᠡᠯ  ᠤᠨ ᠱᠦᠯᠲᠦ  ᠨᠢ ᠪᠦᠷ ᠢᠯᠡᠳᠲᠡ ᠡᠪᠡᠳᠬᠦ  ᠶᠢ ᠵᠣᠭᠰᠤᠭᠠᠬᠤ ᠦᠢᠯᠡᠳᠦᠯ  ᠲᠠᠢ᠃ ᠡᠪᠡᠳᠬᠦ  ᠶᠢ ᠵᠣᠭᠰᠤᠭᠠᠬᠤ ᠦᠢᠯᠡᠳᠦᠯ  ᠤᠨ ᠤᠭ ᠶᠣᠰᠣ  ᠨᠢ᠂ ᠬᠦᠨᠴᠡᠯ  ᠤᠨ ᠱᠦᠯᠲᠦ ᠵᠢᠴᠢ ᠠᠽᠣᠲ  ᠤᠨ ᠢᠰᠦᠯ ︵ᠬᠦᠨᠴᠡᠯ  ᠤᠨ ᠱᠦᠯᠲᠦ  ᠶᠢ ᠬᠠᠯᠠᠭᠤᠯᠤᠭᠰᠠᠨ  ᠤ ᠰᠡᠭᠦᠯᠡᠷ ᠬᠤᠪᠢᠷᠠᠭᠠᠳ ᠪᠤᠢ ᠪᠣᠯᠤᠭᠰᠠᠨ ᠨᠢᠭᠡ ᠵᠦᠢᠯ  ᠤᠨ ᠪᠣᠳᠠᠰ ᠪᠣᠯᠣᠨ᠎ᠠ᠂ ᠬᠤᠣᠷᠲᠤ ᠴᠢᠨᠠᠷ  ᠨᠢ ᠬᠦᠨᠴᠡᠯ  ᠤᠨ ᠱᠦᠯᠲᠦ  ᠠᠴᠠ ᠳᠣᠣᠷ᠎ᠠ ᠪᠠᠶᠢᠳᠠᠭ︶  ᠨᠢ ᠲᠣᠮᠣ ᠬᠤᠯᠤᠭᠠᠨ᠎ᠠ  ᠶᠢᠨ PGE᠂ 5-HT ᠵᠡᠷᠭᠡ ᠡᠪᠬᠡᠬᠦ ᠪᠣᠳᠠᠰ  ᠤᠨ ᠲᠠᠯᠪᠢᠯᠲᠠ  ᠶᠢ ᠬᠤᠷᠢᠭᠯᠠᠨ᠂ ᠰᠡᠷᠡᠬᠦ ᠮᠡᠳᠡᠷᠡᠯ  ᠤᠨ ᠰᠡᠵᠢᠭᠦᠷ  ᠢ ᠮᠢᠨᠴᠦᠭᠦᠷᠡᠭᠦᠯᠬᠦ ᠦᠢᠯᠡᠳᠦᠯ  ᠲᠠᠢ ᠬᠠᠷᠢᠴᠠᠭ᠎ᠠ  ᠲᠠᠢ᠃
        3 · ᠦᠷᠪᠢᠰᠦᠯ  ᠢ ᠳᠠᠷᠤᠬᠤ ᠦᠢᠯᠡᠳᠦᠯ
        ᠬᠦᠨᠴᠡᠯ  ᠢ ᠪᠤᠰᠤᠳ ᠡᠮ  ᠤᠳ  ᠲᠠᠢ ᠬᠠᠪᠰᠤᠷᠪᠠᠯ ᠦᠶ᠎ᠡ ᠭᠡᠰᠢᠭᠦᠨ  ᠤ ᠰᠢᠷ᠎ᠠ ᠤᠰᠤᠨ ᠡᠪᠡᠳᠴᠢᠨ  ᠳᠤ ᠲᠤᠰᠠᠲᠠᠢ᠃ ᠲᠤᠷᠰᠢᠯᠲᠠ  ᠪᠠᠷ ᠭᠡᠷᠡᠴᠢᠯᠡᠭᠰᠡᠨ  ᠨᠢ᠂ ᠲᠦᠭᠦᠬᠡᠢ ᠬᠦᠨᠴᠡᠯ ᠵᠢᠴᠢ ᠬᠦᠨᠴᠡᠯ  ᠤᠨ ᠨᠣᠮᠣᠬᠠᠳᠬᠠᠭᠰᠠᠨ ᠪᠣᠳᠠᠰ᠂ ᠬᠦᠨᠴᠡᠯ  ᠤᠨ ᠶᠡᠷᠦᠩᠬᠡᠢ ᠱᠦᠯᠲᠦ ᠵᠢᠴᠢ ᠬᠦᠨᠴᠡᠯ  ᠤᠨ ᠱᠦᠯᠲᠦ  ᠨᠢ ᠪᠦᠷ ᠮᠠᠰᠢ ᠴᠢᠩᠭ᠎ᠠ ᠦᠷᠪᠢᠰᠦᠯ  ᠢ ᠳᠠᠷᠤᠬᠤ ᠦᠢᠯᠡᠳᠦᠯ  ᠲᠠᠢ᠃ ᠬᠠᠪᠰᠤᠷᠬᠤ ᠪᠣᠳᠠᠰ  ᠠᠴᠠ ᠪᠣᠯᠤᠭᠰᠠᠨ ᠲᠣᠮᠣ ᠬᠤᠯᠤᠭᠠᠨ᠎ᠠ  ᠶᠢᠨ ᠦᠯᠦ ᠬᠠᠯᠳᠠᠭᠠᠬᠤ ᠴᠢᠨᠠᠷ  ᠲᠠᠢ ᠦᠶ᠎ᠡ ᠭᠡᠰᠢᠭᠦᠨ  ᠤ ᠦᠷᠪᠢᠰᠦᠯ ᠬ᠋᠊ ᠡᠰᠡᠷᠭᠦᠴᠡᠬᠦ᠂ ᠳ᠋ᠠᠨᠷᠤᠭ  ᠤᠨ ᠲᠣᠰᠣ᠂ ᠡᠪᠡᠷᠯᠢᠭ ᠣᠭᠤᠭ᠎ᠠ  ᠶᠢᠨ ᠴᠠᠪᠠᠤ  ᠠᠴᠠ ᠪᠣᠯᠤᠭᠰᠠᠨ ᠲᠤᠷᠰᠢᠯᠲᠠ  ᠶᠢᠨ ᠴᠢᠨᠠᠷ  ᠲᠠᠢ ᠦᠷᠪᠢᠰᠦᠯ ᠵᠡᠷᠭᠡ  ᠶᠢ ᠬᠤᠷᠢᠭᠯᠠᠵᠤ᠂ PGE  ᠶᠢᠨ ᠲᠠᠯᠪᠢᠯᠲᠠ  ᠶᠢ ᠬᠤᠷᠢᠭᠯᠠᠨ᠂ ᠴᠢᠰᠤᠨ  ᠳᠠᠬᠢ ᠦᠷᠪᠢᠰᠦᠯ  ᠤᠨ ᠵᠠᠭᠤᠴᠢ ᠪᠣᠳᠠᠰ  ᠤᠨ ᠬᠡᠮᠵᠢᠶ᠎ᠡ  ᠶᠢ ᠳᠣᠷᠣᠭᠰᠢᠯᠠᠭᠤᠯᠵᠤ᠂ ᠦᠷᠪᠢᠰᠦᠯ  ᠤᠨ ᠨᠡᠪᠴᠢᠷᠡᠨ ᠭᠠᠷᠤᠭᠰᠠᠨ ᠪᠣᠳᠠᠰ  ᠤᠨ ᠰᠢᠩᠭᠡᠭᠡᠭᠳᠡᠬᠦ  ᠶᠢ ᠠᠬᠢᠭᠤᠯᠬᠤ ᠪᠥᠭᠡᠳ ᠬᠡᠰᠡᠭ ᠭᠠᠵᠠᠷ  ᠤᠨ ᠨᠡᠬᠡᠳᠡᠰᠦ  ᠶᠢᠨ ᠰᠢᠮ᠎ᠡ ᠲᠡᠵᠢᠭᠡᠯ  ᠤᠨ ᠪᠠᠶᠢᠳᠠᠯ  ᠢ ᠰᠠᠶᠢᠵᠢᠷᠠᠭᠤᠯᠬᠤ ᠦᠢᠯᠡᠳᠦᠯ  ᠲᠠᠢ᠃
        4 · · ᠪᠠᠺᠲ᠋ᠧᠷᠢ  ᠶᠢ ᠡᠰᠡᠷᠭᠦᠴᠡᠬᠦ ᠦᠢᠯᠡᠳᠦᠯ
        ᠬᠦᠨᠴᠡᠯ  ᠨᠢ ᠪᠡᠶ᠎ᠡ  ᠶᠢᠨ ᠭᠠᠳᠠᠨ᠎ᠠ ᠭᠢᠨᠵᠢᠯᠢᠭ ᠪᠥᠭᠡᠷᠡᠩᠬᠡᠢ ᠪᠠᠺᠲ᠋ᠧᠷᠢ᠂ ᠠᠭᠤᠰᠬᠢᠨ ᠦᠷᠪᠢᠰᠦᠯ  ᠤᠨ ᠬᠤᠣᠰ ᠪᠥᠭᠡᠷᠡᠩᠬᠡᠢ ᠪᠠᠺᠲ᠋ᠧᠷᠢ ᠵᠡᠷᠭᠡ  ᠶᠢ ᠬᠤᠷᠢᠭᠯᠠᠵᠤ᠂ ᠪᠠᠰᠠ ᠠᠷᠠᠰᠤᠨ  ᠤ ᠮᠦᠭᠦᠨᠴᠡᠷ  ᠢ ᠡᠰᠡᠷᠭᠦᠴᠡᠬᠦ ᠦᠢᠯᠡᠳᠦᠯ  ᠲᠠᠢ᠃
        5 · · ᠵᠢᠷᠦᠬᠡ ᠴᠢᠰᠤᠨ ᠰᠤᠳᠠᠯ  ᠤᠨ ᠰᠢᠰᠲ᠋ᠧᠮ  ᠳᠤ ᠦᠵᠡᠭᠦᠯᠬᠦ ᠦᠢᠯᠡᠳᠦᠯ ᠳᠣᠣᠷ᠎ᠠ ᠥᠳᠬᠡᠴᠡ  ᠲᠠᠢ ᠬᠦᠨᠴᠡᠯ  ᠤᠨ ᠱᠦᠯᠲᠦ  ᠨᠢ ᠵᠢᠷᠦᠬᠡᠨ ᠪᠤᠯᠴᠢᠩ  ᠤᠨ ᠡᠰ  ᠤᠨ ᠪᠦᠷᠬᠦᠭᠦᠯ  ᠳᠠᠬᠢ K+ ᠤ ᠨᠡᠪᠲᠡᠷᠡᠬᠦ ᠵᠡᠮ  ᠢ ᠲᠠᠰᠤᠯᠵᠤ᠂ ᠥᠨᠳᠥᠷ ᠥᠳᠬᠡᠴᠡ  ᠲᠠᠢ ᠦᠶᠡᠰ Na+,Ca+ ᠤ ᠨᠡᠪᠲᠡᠷᠡᠬᠦ ᠵᠡᠮ  ᠢ ᠬᠤᠷᠢᠭᠯᠠᠨ᠎ᠠ᠃ ᠣᠨᠳᠣᠣ ᠬᠦᠨᠴᠡᠯ  ᠤᠨ ᠱᠦᠯᠲᠦ  ᠨᠢ ᠵᠢᠷᠦᠬᠡᠨ ᠪᠤᠯᠴᠢᠩ  ᠤᠨ ᠡᠰ  ᠤᠨ ᠪᠦᠷᠬᠦᠭᠦᠯ  ᠳᠠᠬᠢ ᠺᠠᠯᠼ  ᠤᠨ ᠨᠡᠪᠲᠡᠷᠡᠬᠦ ᠵᠡᠮ  ᠢ ᠬᠥᠭᠡᠷᠦᠭᠦᠯᠵᠦ᠂ ᠨᠡᠪᠲᠡᠷᠡᠬᠦ ᠵᠡᠮ  ᠤᠨ ᠨᠡᠭᠡᠭᠡᠭᠳᠡᠬᠦ ᠬᠤᠭᠤᠴᠠᠭ᠎ᠠ  ᠶᠢ ᠤᠷᠲᠤᠳᠭᠠᠨ᠎ᠠ᠃ ᠣᠨᠳᠣᠣ ᠬᠦᠨᠴᠡᠯ  ᠤᠨ ᠱᠦᠯᠲᠦ ᠵᠢᠴᠢ ᠠᠽᠣᠲ  ᠤᠨ ᠢᠰᠦᠯ  ᠨᠢ ᠪᠠᠰᠠ ᠰᠢᠷ᠎ᠠ ᠪᠦᠷᠢᠨ ᠰᠢᠷ᠎ᠠ ᠫᠦᠷᠢᠨ ᠢᠰᠦᠯᠳᠦᠭᠦᠯᠬᠦ ᠢᠰᠬᠡᠭᠦᠷ  ᠠᠴᠠ ᠵᠢᠷᠦᠬᠡᠨ ᠪᠤᠯᠴᠢᠩ  ᠤᠨ ᠡᠰ  ᠤᠨ ᠪᠤᠯᠴᠢᠩ  ᠤᠨ ᠰᠢᠷᠬᠡᠭ ᠪᠣᠯᠣᠨ ᠰᠢᠷᠬᠡᠭᠯᠢᠭ ᠮᠥᠬᠦᠯᠢᠭ ᠪᠡᠶ᠎ᠡ  ᠶᠢ ᠭᠡᠮᠲᠦᠭᠡᠬᠦ  ᠶᠢ ᠡᠰᠡᠷᠭᠦᠴᠡᠵᠦ᠂ ᠵᠢᠷᠦᠬᠡᠨ ᠪᠤᠯᠴᠢᠩ ᠱᠤᠨ ᠡᠰ  ᠢ ᠬᠠᠮᠠᠭᠠᠯᠠᠬᠤ ᠦᠢᠯᠡᠳᠦᠯ  ᠲᠠᠢ᠃
        6 · · ᠴᠢᠰᠤᠨ ᠰᠢᠰᠲ᠋ᠧᠮ  ᠳᠤ ᠦᠵᠡᠭᠦᠯᠬᠦ ᠨᠥᠯᠥᠭᠡ
        ᠬᠦᠨᠴᠡᠯ  ᠤᠨ ᠱᠦᠯᠲᠦ ᠵᠢᠴᠢ ᠠᠽᠣᠲ  ᠤᠨ ᠢᠰᠦᠯ  ᠨᠢ ᠠᠰᠫᠢᠷᠢᠨ  ᠲᠠᠢ ᠠᠳᠠᠯᠢᠪᠲᠤᠷ ᠴᠢᠰᠤᠨ  ᠤ ᠢᠯᠲᠠᠰᠤ  ᠶᠢᠨ ᠬᠤᠷᠠᠬᠤ  ᠶᠢ ᠡᠰᠡᠷᠭᠦᠴᠡᠬᠦ ᠪᠠ ᠴᠢᠰᠤᠨ ᠪᠥᠭᠯᠡᠭᠡ ᠪᠤᠢ ᠪᠣᠯᠬᠤ  ᠶᠢ ᠡᠰᠡᠷᠭᠦᠴᠡᠬᠦ ᠦᠢᠯᠡᠳᠦᠯ  ᠲᠠᠢ᠃ ᠡᠭᠦᠨ  ᠠᠴᠠ ᠭᠠᠳᠠᠨ᠎ᠠ ᠬᠦᠨᠴᠡᠯ  ᠨᠢ ᠪᠠᠰᠠ ᠬᠥᠮᠥᠨ  ᠤ ᠯᠢᠮᠹᠠ  ᠶᠢᠨ ᠡᠰ  ᠤᠨ ᠰᠢᠷᠬᠡᠭᠲᠦ ᠬᠤᠪᠢᠶᠠᠭᠳᠠᠯ  ᠶᠢ ᠠᠬᠢᠭᠤᠯᠤᠨ᠎ᠠ᠃
        7 · · ᠪᠡᠲᠡᠭᠢ  ᠶᠢ ᠬᠤᠷᠢᠭᠯᠠᠬᠤ
        ᠦᠢᠯᠡᠳᠦᠯ ᠬᠦᠨᠴᠡᠯ  ᠤᠨ ᠠᠮᠢᠳᠤ ᠪᠣᠳᠠᠰ  ᠤᠨ ᠱᠦᠯᠲᠦ  ᠨᠢ ᠬᠥᠮᠥᠨ  ᠤ ᠬᠡᠦᠬᠡᠨ ᠬᠡᠪᠲᠡᠰᠢ  ᠶᠢᠨ ᠬᠦᠵᠦᠭᠦᠦ  ᠶᠢᠨ ᠦᠮᠠᠨ  ᠤ ᠡᠰ  ᠲᠤ ᠡᠰ  ᠤᠨ ᠬᠤᠣᠷᠲᠤ ᠴᠢᠨᠠᠷ  ᠲᠠᠢ᠃ ᠣᠨᠳᠣᠣ ᠬᠦᠨᠴᠡᠯ  ᠤᠨ ᠱᠦᠯᠲᠦ  ᠶᠢᠨ ᠠᠽᠣᠲ  ᠤᠨ ᠢᠰᠦᠯ  ᠨᠢ ᠬᠥᠮᠥᠨ  ᠤ ᠤᠯᠠᠭᠠᠨ ᠬᠤᠭᠤᠯᠠᠢ  ᠶᠢᠨ ᠦᠮᠠᠨ ᠡᠰ  ᠤᠨ ᠥᠰᠬᠦ  ᠶᠢ ᠡᠰᠡᠷᠭᠦᠴᠡᠬᠦ ᠪᠥᠭᠡᠳ ᠪᠡᠲᠡᠭᠢ  ᠶᠢᠨ ᠡᠰᠡ  ᠤᠨ ᠪᠦᠲᠦᠴᠡ  ᠶᠢ ᠡᠪᠳᠡᠬᠦ ᠤᠶᠢᠯᠠᠳᠢᠯ  ᠲᠠᠢ᠃
        8 · · ᠦᠯᠦ ᠬᠠᠯᠳᠠᠭᠠᠬᠤ ᠴᠢᠳᠠᠪᠤᠷᠢ  ᠳᠤ ᠦᠵᠡᠭᠦᠯᠬᠦ ᠨᠥᠯᠥᠭᠡ ᠬᠦᠨᠴᠡᠯ  ᠤᠨ ᠱᠦᠯᠲᠦ  ᠶᠢ 1 0 ~ 2 0 mg/kg ᠢᠶᠠᠷ ᠬᠡᠪᠡᠯᠢ  ᠶᠢᠨ ᠬᠥᠨᠳᠡᠢ  ᠳᠤᠨᠢ ᠲᠠᠷᠢᠪᠠᠯ DNCB  ᠶᠢᠨ ᠣᠨᠴᠠᠯᠢᠭ ᠴᠢᠨᠠᠷ  ᠲᠠᠢ ᠦᠯᠦ ᠬᠠᠯᠳᠠᠭᠠᠬᠤ ᠴᠢᠳᠠᠪᠤᠷᠢ  ᠶᠢ ᠢᠯᠡᠳᠲᠡ ᠳᠡᠭᠡᠭᠰᠢᠯᠡᠭᠦᠯᠬᠦ ᠴᠠᠭᠠᠷᠢᠭ ᠹᠣᠰᠹᠣᠷᠲᠤ ᠠᠰᠢᠯ ᠠᠮᠢᠨ  ᠠᠴᠠ ᠪᠣᠯᠤᠭᠰᠠᠨ ᠦᠯᠦ ᠬᠠᠯᠳᠠᠭᠠᠬᠤ ᠴᠢᠳᠠᠪᠤᠷᠢ ᠬᠤᠷᠢᠭᠯᠠᠭᠳᠠᠭᠰᠠᠨ  ᠢ ᠡᠰᠡᠷᠭᠦᠴᠡᠵᠦ᠂ T ᠯᠢᠮᠹᠠ  ᠶᠢᠨ ᠡᠰᠷ  ᠤᠨ ᠦᠷᠡᠵᠢᠬᠦ  ᠶᠢ ᠠᠬᠢᠭᠤᠯᠤᠨ᠎ᠠ᠃ ᠡᠷᠡᠭᠦᠯ ᠠᠮᠢᠲᠠᠨ  ᠤ ᠦᠯᠦ ᠬᠠᠯᠳᠠᠭᠠᠬᠤ ᠴᠢᠳᠠᠪᠤᠷᠢ  ᠳᠤ ᠨᠥᠯᠥᠭᠡ  ᠦᠭᠡᠢ᠃
        9 · · ᠪᠤᠰᠤᠳ ᠦᠢᠯᠡᠳᠦᠯ
        ᠬᠦᠨᠴᠡᠯ  ᠤᠨ ᠠᠮᠢᠳᠤ ᠪᠣᠳᠠᠰ  ᠤᠨ ᠱᠦᠯᠲᠦ  ᠨᠢ ᠵᠢᠷᠦᠬᠡᠨ ᠪᠤᠯᠴᠢᠩ  ᠤᠨ ᠡᠰ  ᠢ ᠬᠠᠮᠠᠭᠠᠯᠠᠬᠤ ᠦᠢᠯᠡᠳᠦᠯ  ᠲᠠᠢ᠃ ᠬᠦᠨᠴᠡᠯ  ᠤᠨ ᠱᠦᠯᠲᠦ ᠪᠠ ᠲᠡᠭᠦᠨ  ᠤ ᠠᠽᠣᠲᠲᠤ ᠢᠰᠦᠯ  ᠨᠢ ᠠᠰᠫᠢᠷᠢᠨ ᠰᠢᠭ ᠴᠢᠰᠤᠨ  ᠤ ᠢᠯᠲᠠᠰᠤ  ᠶᠢᠨ ᠬᠤᠷᠠᠬᠤ  ᠶᠢ ᠬᠤᠷᠢᠭᠯᠠᠬᠤ ᠪᠥᠭᠡᠳ ᠠᠴᠢᠰᠳ ᠪᠥᠭᠯᠡᠭᠡ ᠪᠤᠢ ᠪᠣᠯᠬᠤ  ᠶᠢ ᠡᠰᠡᠷᠭᠦᠴᠡᠨ᠎ᠡ᠃
        [ ᠡᠮᠴᠢᠯᠡᠭᠡᠨ  ᠤ ᠬᠡᠷᠡᠭᠯᠡᠯ ]
        1 · · ᠠᠷᠤ ᠥᠪᠥᠷ  ᠢᠶᠠᠷ ᠬᠠᠳᠭᠤᠯᠠᠬᠤ᠂ ᠠᠮᠢᠰᠭᠤᠯ ᠪᠠᠴᠢᠮᠳᠠᠬᠤ᠂ ᠴᠡᠭᠡᠵᠢ ᠲᠡᠯᠡᠭᠳᠡᠬᠦ᠂ ᠠᠭᠰᠠᠭ᠎ᠠ ᠡᠪᠡᠳᠴᠢᠨ  ᠳᠤ ᠮᠠᠨᠤ -4  ᠶᠢᠨ ᠲᠡᠩ ᠳᠡᠭᠡᠷ᠎ᠡ ᠨᠡᠮᠡᠷᠢᠯᠡᠵᠦ ᠬᠡᠷᠡᠰᠡᠨ᠎ᠡ᠃
        2 · · ᠭᠠᠯᠵᠠᠭᠤ ᠡᠪᠡᠳᠴᠢᠨ  ᠳᠤ ᠪᠠᠷᠰ - 1 1  ᠳᠤ ᠬᠥᠯ ᠪᠣᠯᠭᠠᠨ ᠬᠡᠷᠡᠰᠡᠨ᠎ᠡ᠃
        3 · · ᠥᠷᠭᠡᠰᠦᠲᠦ ᠪᠣᠭᠤᠮ᠎ᠠ ᠡᠪᠡᠳᠴᠢᠨ  ᠳᠤ ᠬᠦᠨᠴᠡᠯ -7  ᠳᠤ ᠭᠤᠣᠯᠯᠠᠭᠴᠢ ᠡᠮ ᠪᠣᠯᠭᠠᠨ ᠬᠡᠷᠡᠰᠡᠨ᠎ᠡ᠃
        4 · · ᠬᠦᠨᠳᠦ ᠬᠡᠯᠪᠡᠷᠢ  ᠶᠢᠨ ᠪᠤᠯᠴᠢᠩ ᠮᠢᠬ᠎ᠠ ᠬᠦᠴᠦᠨ  ᠦᠭᠡᠢ ᠡᠪᠡᠳᠴᠢᠨ᠂ ᠬᠡᠦᠬᠡᠳ  ᠤᠨ ᠨᠤᠭᠤᠰᠤᠨ  ᠤ ᠪᠣᠷᠣ ᠡᠳ᠋  ᠤᠨ ᠦᠷᠪᠢᠰᠦᠯ  ᠤᠨ ᠤᠷᠬᠠᠭ᠂ ᠴᠢᠷᠠᠢ  ᠶᠢᠨ ᠮᠡᠳᠡᠷᠡᠯ  ᠤᠨ ᠮᠢᠨᠴᠦᠭᠦᠷᠡᠯ᠂ ᠲᠠᠯ᠎ᠠ ᠪᠡᠶ᠎ᠡ  ᠶᠢᠨ ᠳᠡᠮᠪᠡᠷᠡᠯ᠂ ᠲᠠᠷᠢᠬᠢᠨ  ᠤ ᠦᠷᠪᠢᠰᠦᠯ  ᠤᠨ ᠤᠷᠬᠠᠭ᠂ ᠰᠠᠭᠤᠳᠠᠯ ᠶᠠᠰᠤᠨ  ᠤ ᠮᠡᠳᠡᠷᠡᠯ ᠡᠪᠡᠳᠬᠦ᠂ ᠡᠷ᠎ᠡ ᠪᠡᠯᠭᠡ ᠰᠤᠯᠠᠷᠠᠬᠤ ᠵᠡᠷᠭᠡ ᠤᠯᠠᠨ ᠵᠦᠢᠯ  ᠤᠨ ᠮᠡᠳᠡᠷᠡᠯ  ᠲᠠᠢ ᠬᠠᠮᠢᠶ᠎ᠠ ᠪᠦᠬᠦᠢ ᠡᠪᠡᠳᠴᠢᠨ  ᠳᠤ ᠰᠲᠷᠢᠴᠨᠢᠠ  ᠢ ᠬᠡᠷᠡᠰᠡᠵᠦ ᠪᠣᠯᠣᠨ᠎ᠠ᠃
        5 · · ᠬᠥᠯ ᠭᠠᠷ  ᠤᠨ ᠢᠯᠢᠳᠦ  ᠳᠤ ᠬᠦᠨᠴᠡᠯ  ᠢ ᠮᠠᠭᠠᠵᠢ  ᠶᠢᠨ ᠲᠤᠰᠤᠨ  ᠳᠤ ᠰᠢᠷᠠᠯᠠᠲᠠᠯ᠎ᠠ ᠬᠠᠭᠤᠷᠴᠤ᠂ ᠲᠣᠰᠣ  ᠶᠢ  ᠨᠢ ᠲᠦᠷᠬᠢᠵᠦ ᠪᠣᠯᠣᠨ᠎ᠠ᠃
        6 · · ᠰᠢᠷ᠎ᠠ ᠤᠰᠤᠨ  ᠤ ᠴᠢᠨᠠᠷ  ᠲᠠᠢ ᠦᠶ᠎ᠡ ᠭᠡᠰᠢᠭᠦᠨ  ᠤ ᠦᠷᠪᠢᠰᠦᠯ  ᠳᠤ ᠵᠣᠬᠢᠬᠤ ᠦᠢᠯᠡᠳᠦᠯ  ᠲᠠᠢ᠃
        7 · · ᠭᠷᠦ᠋ᠠ ᠪᠡᠷᠢ ᠶᠡᠷᠦᠩᠬᠡᠢ ᠰᠢᠨᠵᠢ  ᠲᠠᠢ 4 3 ᠵᠢᠱᠢᠶ᠎ᠡ ᠡᠪᠡᠳᠴᠢᠲᠡᠨ  ᠳᠤ ᠬᠦᠨᠴᠡᠯ  ᠢ ᠤᠤᠭᠤᠯᠭᠠᠨ ᠬᠡᠷᠡᠰᠡᠬᠦ  ᠳᠤ ᠡᠪᠡᠳᠴᠢᠲᠡᠨ  ᠤ ᠪᠤᠯᠴᠢᠩ  ᠤᠨ ᠬᠦᠴᠦᠨ ᠳᠡᠭᠡᠭᠰᠢᠯᠡᠵᠦ᠂ ᠶᠡᠷᠦᠩᠬᠡᠢ ᠳᠤᠰᠠᠴᠠ  ᠨᠢ 8 3 %  ᠳᠤ ᠬᠦᠷᠦᠭᠰᠡᠨ ᠪᠠᠶᠢᠨ᠎ᠠ᠃
        [ ᠬᠤᠣᠷᠲᠤ ᠨᠠᠵᠠᠭᠠᠢ ᠦᠢᠯᠡᠳᠦᠯ ]
        ᠬᠦᠨᠴᠡᠯ  ᠨᠢ ᠮᠠᠰᠢ ᠶᠡᠭᠡ ᠬᠤᠣᠷᠲᠠᠢ᠂ ᠲᠡᠭᠦᠨ  ᠤ ᠭᠤᠣᠯ ᠪᠦᠷᠢᠯᠳᠦᠭᠦᠨ  ᠨᠢ ᠠᠮᠢᠳᠤ ᠪᠣᠳᠠᠰ  ᠤᠨ ᠱᠦᠯᠲᠦ ᠰᠲᠷᠢᠴᠨᠢᠠ ᠪᠣᠯᠣᠨ᠎ᠠ᠂ ᠡᠨᠡ  ᠨᠢ ᠮᠥᠨ ᠴᠥ ᠲᠡᠭᠦᠨ  ᠤ ᠠᠰᠢᠭᠲᠤ ᠪᠦᠷᠢᠯᠳᠦᠭᠦᠨ ᠮᠥᠨ᠃ ᠬᠤᠣᠷᠳᠠᠭᠳᠠᠪᠠᠯ ᠪᠦᠬᠦ ᠪᠡᠶ᠎ᠡ  ᠶᠢᠨ ᠪᠤᠯᠴᠢᠩ ᠮᠢᠬ᠎ᠠ ᠬᠥᠰᠢᠬᠦ ᠴᠢᠨᠠᠷ  ᠲᠠᠢ ᠵᠢᠭᠤᠷᠠᠯᠲᠠ ᠡᠭᠦᠰᠴᠦ᠂ ᠲᠠᠳᠠᠪᠯᠵᠬᠤ᠂ ᠠᠷᠤ ᠨᠢᠷᠤᠭᠤ ᠮᠠᠲᠠᠷᠠᠬᠤ᠂ ᠬᠡᠲᠦᠷᠬᠡᠢ ᠬᠥᠭᠡᠷᠴᠦ ᠠᠮᠢᠰᠭᠤᠯ  ᠤᠨ ᠪᠤᠯᠴᠢᠩ  ᠨᠢ ᠵᠢᠭᠤᠷᠠᠨ ᠠᠪᠴᠢᠵᠤ᠂ ᠴᠠᠭᠠᠰᠢᠯᠠᠨ ᠠᠮᠢᠰᠭᠤᠯ ᠪᠤᠶᠢᠭᠯᠠᠷᠠᠵᠤ ᠦᠬᠦᠨ᠎ᠡ᠃ ᠠᠪᠤᠷᠠᠬᠤ ᠠᠷᠭ᠎ᠠ  ᠨᠢ ᠳᠤᠮᠳᠠ ᠣᠬᠤᠷ ᠦᠢᠯᠡᠳᠦᠯᠳᠦ ᠪᠠᠷᠪᠢᠲ᠋ᠤᠯ  ᠤᠨ ᠲᠥᠷᠦᠯ  ᠤᠨ ᠡᠮ  ᠢ ᠨᠠᠮᠵᠢᠭᠤᠨ ᠰᠤᠳᠠᠯ  ᠳᠤᠨᠢ ᠲᠠᠷᠢᠬᠤ ᠪᠤᠶᠤ ᠡᠲ᠋ᠢᠯ ᠡᠲ᠋ᠧᠷ  ᠢᠶᠠᠷ ᠬᠥᠩᠭᠡᠨ ᠮᠢᠨᠴᠦᠭᠦᠷᠡᠭᠦᠯᠵᠦ ᠲᠠᠲᠠᠪᠠᠯᠵᠠᠬᠤ  ᠶᠢ  ᠨᠢ ᠡᠰᠡᠷᠭᠦᠴᠡᠨ᠎ᠡ᠃
        ᠲᠤᠰ ᠪᠣᠳᠠᠰ  ᠤᠨ ᠬᠤᠣᠷᠲᠤ ᠪᠦᠷᠬᠦᠪᠴᠢ  ᠳᠤ ᠠᠷᠠᠰᠤ᠂ ᠰᠠᠯᠢᠰᠤᠲᠤ ᠪᠦᠷᠬᠦᠪᠴᠢ ᠳᠤ ᠬᠦᠷᠭᠡᠬᠦ᠂ ᠲᠦᠭᠦᠬᠡᠢ  ᠪᠠᠷ ᠬᠡᠷᠡᠭᠯᠡᠬᠦ᠂ ᠤᠳᠠᠭᠠᠨ ᠬᠡᠷᠡᠭᠯᠡᠬᠦ᠂ ᠵᠢᠭᠠᠷ ᠲᠠᠢ ᠬᠠᠮᠲᠤ ᠬᠡᠷᠡᠭᠯᠡᠬᠦ ᠵᠡᠷᠭᠡ ᠶᠢ ᠪᠦᠷ ᠴᠡᠭᠡᠷᠯᠡᠬᠦ ᠬᠡᠷᠡᠭᠲᠡᠢ᠃ ᠪᠡᠶ᠎ᠡ  ᠶᠢᠨ ᠲᠠᠮᠢᠷ ᠳᠣᠷᠤᠢ᠂ ᠵᠢᠷᠮᠦᠰᠦᠯᠡᠭᠰᠡᠳ  ᠲᠤ ᠲᠠᠰᠤ ᠴᠡᠭᠡᠷᠯᠡᠬᠦ ᠬᠡᠷᠡᠭᠲᠡᠢ᠃